Хаах

ᠠᠶᠢᠮᠠᠭ ᠤᠷᠤᠨ ᠨᠤᠳᠤᠭ ‍ᠢ ᠪᠡᠯᠡᠨ ᠪᠠᠶᠢᠳᠠᠯ ‍ᠤᠨ ᠵᠡᠷᠭᠡᠯᠡᠯ ᠳ᠋ᠤ ᠬᠡᠰᠡᠭᠴᠢᠯᠠᠭᠰᠡᠨ ᠪᠠᠶᠢᠳᠠᠯ ᠢᠶᠠᠷ ᠰᠢᠯᠵᠢᠭᠦᠯᠵᠤ ᠠᠵᠢᠯᠯᠠᠭᠤᠯᠤᠨ᠎ᠠ

A- A A+
ᠠᠶᠢᠮᠠᠭ ᠤᠷᠤᠨ ᠨᠤᠳᠤᠭ ‍ᠢ ᠪᠡᠯᠡᠨ ᠪᠠᠶᠢᠳᠠᠯ ‍ᠤᠨ ᠵᠡᠷᠭᠡᠯᠡᠯ ᠳ᠋ᠤ ᠬᠡᠰᠡᠭᠴᠢᠯᠠᠭᠰᠡᠨ ᠪᠠᠶᠢᠳᠠᠯ ᠢᠶᠠᠷ ᠰᠢᠯᠵᠢᠭᠦᠯᠵᠤ ᠠᠵᠢᠯᠯᠠᠭᠤᠯᠤᠨ᠎ᠠ

ᠵᠠᠰᠠᠭ ᠤᠨ ᠭᠠᠵᠠᠷ ᠤᠨ ᠡᠭᠡᠯᠵᠢᠲᠦ ᠬᠤᠷᠠᠯᠳᠤᠭᠠᠨ ᠳᠤ / 2023.12.06/ ᠤᠯᠤᠰ ᠤᠨ ᠤᠨᠴᠤᠭᠤᠢ ᠺᠣᠮᠢᠰ ᠡᠴᠠ ᠡᠪᠦᠯᠵᠢᠯᠲᠡ ᠶ᠋ᠢᠨ ᠨᠥᠬᠥᠴᠡᠯ ᠪᠠᠶ᠋ᠢᠳᠠᠯ ᠂ ᠠᠪᠴᠤ ᠬᠡᠷᠡᠭᠵᠢᠭᠦᠯᠵᠦ ᠪᠠᠶ᠋ᠢᠭ᠎ᠠ ᠠᠷᠭ᠎ᠠ ᠬᠡᠮᠵᠢᠶᠡᠨ ᠦ ᠲᠠᠯ᠎ᠠ ᠪᠠᠷ ᠮᠡᠳᠡᠭᠡᠯᠡᠯ ᠲᠠᠨᠢᠯᠴᠠᠭᠤᠯᠤᠯ᠎ᠠ ᠃ ᠴᠠᠭ ᠠᠭᠤᠷ ᠣᠷᠴᠢᠨ ᠤ ᠰᠤᠳᠤᠯᠭ᠎ᠠ ᠮᠡᠳᠡᠭᠡᠯᠡᠯ ᠦᠨ ᠬᠦᠷᠢᠶᠡᠯᠡᠩ ᠡᠴᠡ ᠥᠩᠭᠡᠷᠡᠭᠴᠢ  ᠠᠷᠪᠠᠨ ᠨᠢᠭᠡᠳᠦᠭᠡᠷ ᠰᠠᠷ᠎ᠠ ᠶ᠋ᠢᠨ 30 ᠤ ᠡᠳ᠋ᠦᠷ ᠭᠠᠷᠭᠠᠭᠰᠠᠨ ᠵᠤᠳ ᠤᠨᠡᠷᠦᠰᠳᠡᠯ ᠦᠨ ᠵᠢᠷᠤᠭ ᠢᠶᠠᠷ ᠨᠡᠶ᠋ᠢᠲᠡ ᠨᠤᠲᠤᠭ ᠤᠨ 70 ᠭᠠᠷᠤᠢ ᠬᠤᠪᠢ ᠳᠤ ᠶᠡᠬᠡ ︵ 26% ᠨᠡᠩ ᠶᠡᠬᠡ ᠂ 43% ᠶᠡᠬᠡ ︶ ᠂ 26 ᠬᠤᠪᠢ ᠳᠤ ᠨᠢ ᠳᠤᠮᠳᠠ ᠵᠡᠷᠭᠡ ᠂ ᠲᠠᠪᠤᠨ ᠬᠤᠪᠢ ᠳᠤ ᠪᠠᠭ᠎ᠠ ᠡᠷᠦᠰᠳᠡᠯ ᠲᠡᠢ ᠭᠡᠵᠦ ᠲᠣᠳᠣᠷᠬᠠᠶ᠋ᠢᠯᠠᠭᠳᠠᠭᠰᠠᠨ᠃ ᠵᠠᠰᠠᠭ ᠤᠨ ᠭᠠᠵᠠᠷ ᠤᠨ 286 ᠳ᠋ᠤᠭᠠᠷ ᠲᠣᠭᠲᠠᠭᠠᠯ ᠤᠨ ᠳᠠᠭᠠᠤ ᠵᠤᠳ ᠤᠨ ᠪᠠᠶ᠋ᠢᠳᠠᠯ ᠳᠤ ᠦᠨᠡᠯᠡᠭᠡ ᠬᠢᠬᠦ ᠳᠦ 11 ᠠᠶ᠋ᠢᠮᠠᠭ ᠤᠨ 30 ᠰᠤᠮᠤ ᠴᠠᠭᠠᠨ ᠵᠤᠳ ᠲᠠᠢ ᠂ 12 ᠠᠶ᠋ᠢᠮᠠᠭ ᠤᠨ 48 ᠰᠤᠮᠤ ᠵᠤᠳᠷᠬᠠᠤ ᠨᠥᠬᠥᠴᠡᠯ ᠳᠦ ᠪᠠᠶ᠋ᠢᠨ᠎ᠠ ᠃ ᠥᠩᠭᠡᠷᠡᠭᠰᠡᠨ ᠵᠤᠨ  ᠭᠠᠡᠭ ᠳᠠᠢ ᠂ ᠭᠠᠡᠭᠳᠠᠭᠤ ᠪᠠᠶ᠋ᠢᠭᠰᠠᠨ ᠭᠣᠪᠢ ᠶ᠋ᠢᠨ ᠪᠣᠯᠤᠨ ᠪᠠᠷᠠᠭᠤᠨ ᠪᠥᠰᠡ ᠨᠤᠲᠤᠭ ᠂ ᠴᠠᠰᠤ ᠶᠡᠬᠡ ᠪᠡᠷ ᠣᠷᠣᠭᠰᠠᠨ ᠲᠥᠪ ᠂ ᠵᠡᠭᠦᠨ ᠪᠥᠰᠡ ᠶ᠋ᠢᠨ ᠠᠶ᠋ᠢᠮᠠᠭ ᠤᠳ ᠲᠤ ᠵᠤᠳ ᠤᠨ ᠡᠷᠦᠰᠳᠡᠯ ᠥᠨᠳᠥᠷ ᠪᠠᠶ᠋ᠢᠨ᠎ᠠ ᠃ ᠲᠡᠶ᠋ᠢᠮᠦ ᠡᠴᠡ ᠠᠶ᠋ᠢᠮᠠᠭ ᠂ ᠣᠷᠣᠨ ᠨᠤᠲᠤᠭ ᠢ ᠪᠡᠯᠡᠨ ᠪᠠᠶ᠋ᠢᠳᠠᠯ ᠤᠨ ᠵᠡᠷᠭᠡᠯᠡᠯ ᠳᠦ ᠬᠡᠰᠡᠭᠴᠢᠯᠡᠭᠰᠡᠨ ᠪᠠᠶ᠋ᠢᠳᠠᠯ ᠢᠶᠠᠷ ᠰᠢᠯᠵᠢᠭᠦᠯᠵᠦ ᠠᠵᠢᠯᠯᠠᠭᠤᠯᠬᠤ ᠶ᠋ᠢ ᠲᠤᠰ ᠬᠤᠷᠠᠯ ᠡᠴᠠ ᠳᠠᠭᠠᠭᠠᠯᠭᠠᠯ᠎ᠠ ᠃