Хаах

ᠮᠡᠨᠳᠦᠴᠢᠯᠡᠭᠡ

ᠤᠨᠴᠤᠭᠤᠢ ᠪᠠᠶ᠋ᠢᠳᠠᠯ ᠤᠨ ᠪᠠᠶ᠋ᠢᠭᠤᠯᠤᠯᠭ᠎ᠠ ᠬᠠᠤᠯᠢ ᠪᠠᠷ ᠬᠦᠯᠢᠶᠡᠭᠰᠡᠨ ᠡᠭᠦᠷᠭᠡ ᠪᠡᠨ ᠨᠡᠷ᠎ᠡ ᠲᠥᠷᠥ ᠲᠡᠢ ᠪᠡᠶᠡᠯᠡᠭᠦᠯᠬᠦ ᠳᠦ ᠳᠡᠮᠵᠢᠯᠭᠡ ᠦᠵᠡᠭᠦᠯᠵᠦ ᠪᠠᠶ᠋ᠢᠩᠭᠤ ᠬᠠᠮᠲᠤᠷᠠᠨ ᠠᠵᠢᠯᠯᠠᠳᠠᠭ ᠮᠣᠩᠭᠣᠯ ᠤᠯᠤᠰ ᠤᠨ ᠵᠠᠰᠠᠭ ᠤᠨ ᠭᠠᠵᠠᠷ ᠂ ᠭᠠᠮᠰᠢᠭ ᠡᠴᠠ ᠬᠠᠮᠠᠭᠠᠯᠠᠬᠤ ᠤᠯᠤᠰ ᠤᠨ ᠠᠯᠪᠠ ᠳᠤ ᠪᠣᠯᠤᠨ ᠲᠥᠰᠥᠯ ᠬᠥᠲᠥᠯᠪᠦᠷᠢ ᠬᠡᠷᠡᠭᠵᠢᠭᠦᠯᠦᠨ ᠲᠤᠰᠠᠯᠠᠵᠤ ᠳᠡᠮᠵᠢᠳᠡᠭ ᠤᠯᠤᠰ ᠣᠷᠣᠨ ᠂ ᠣᠯᠠᠨ ᠤᠯᠤᠰ ᠤᠨ ᠪᠠᠶ᠋ᠢᠭᠤᠯᠤᠯᠭ᠎ᠠ ᠂ ᠡᠨᠡ ᠪᠠᠶ᠋ᠢᠭᠤᠯᠤᠯᠭ᠎ᠠ ᠳᠤ ᠠᠵᠢᠯᠯᠠᠵᠤ ᠪᠠᠶ᠋ᠢᠭᠰᠠᠨ ᠦᠶ᠎ᠡ ᠦᠶ᠎ᠡ ᠶ᠋ᠢᠨ ᠤᠳᠤᠷᠢᠳᠤᠯᠭ᠎ᠠ ᠂ ᠠᠬᠠᠮᠠᠳ ᠦᠶ᠎ᠡ ᠶ᠋ᠢᠨ ᠬᠢᠨ ᠂ ᠣᠳᠣ ᠠᠵᠢᠯᠯᠠᠵᠤ ᠪᠠᠶ᠋ᠢᠭ᠎ᠠ ᠣᠹᠢᠼᠧᠷ ᠂ ᠠᠬᠠᠯᠠᠭᠴᠢ ᠂ ᠨᠡᠶ᠋ᠢᠲᠡ ᠠᠯᠪᠠᠨ ᠬᠠᠭᠠᠭᠴᠢᠳ᠂ ᠬᠠᠮᠲᠤᠷᠠᠨ ᠵᠢᠳᠬᠦᠭᠴᠢ ᠲᠠ ᠪᠦᠬᠦᠨ ᠳᠦ ᠡᠨᠡ ᠡᠳ᠋ᠦᠷ ᠦᠨ ᠮᠡᠨᠳᠦ ᠶ᠋ᠢ ᠡᠷᠭᠦᠨ ᠳᠡᠪᠰᠢᠭᠦᠯᠦᠶ᠎ᠡ ︕

ᠲᠠ ᠪᠢᠳᠡᠨ ᠦ ᠬᠠᠮᠲᠤᠷᠠᠨ ᠪᠦᠲᠦᠭᠡᠭᠰᠡᠨ ᠲᠡᠦᠬᠡ ᠶ᠋ᠢᠨ ᠣᠨ ᠵᠢᠯ ᠦᠳ ᠲᠦ ᠲᠤᠰ ᠠᠯᠪᠠᠨ ᠤ ᠤᠳᠤᠷᠢᠳᠤᠯᠭ᠎ᠠ ᠶ᠋ᠢᠨ ᠲᠣᠭᠲᠠᠯᠴᠠᠭ᠎ᠠ ᠂ ᠬᠠᠤᠯᠢ ᠡᠷᠬᠡ ᠵᠦᠢ ᠶ᠋ᠢᠨ ᠣᠷᠴᠢᠨ ᠲᠣᠭᠲᠠᠪᠤᠷᠢᠲᠠᠢ ᠪᠦᠷᠢᠯᠳ᠋ᠦᠵᠦ ᠂ ᠪᠡᠶ᠎ᠡ ᠪᠦᠷᠢᠯᠳ᠋ᠦᠬᠦᠨ ᠦ ᠤᠷ᠎ᠠ ᠴᠢᠳᠠᠪᠤᠷᠢ ᠂ ᠲᠧᠭᠨᠢᠭ ᠂ ᠲᠣᠨᠣᠭ ᠲᠥᠬᠥᠭᠡᠷᠦᠮᠵᠢ ᠶ᠋ᠢᠨ ᠬᠠᠩᠭᠠᠯᠲᠠ ᠂ ᠬᠦᠴᠦᠨ ᠴᠢᠳᠠᠯ ᠨᠡᠮᠡᠭᠳᠡᠨ ᠠᠯᠪᠠᠨ ᠤ ᠴᠢᠳᠠᠪᠬᠢ ᠡᠷᠡᠰ ᠳᠡᠭᠡᠭᠰᠢᠯᠡᠵᠦ ᠂ ᠮᠣᠩᠭᠣᠯ ᠤᠯᠤᠰ ᠲᠤ ᠣᠷᠴᠢᠨ ᠴᠠᠭ ᠤᠨ ᠳᠡᠯᠡᠬᠡᠢ ᠶ᠋ᠢᠨ ᠵᠢᠱᠢᠭ ᠲᠦ ᠨᠡᠶ᠋ᠢᠴᠡᠭᠰᠡᠨ ᠬᠦᠴᠦᠷᠬᠡᠭ ᠠᠯᠪᠠ ᠪᠣᠯᠤᠨ ᠬᠥᠭᠵᠢᠵᠦ ᠢᠷᠡᠯ᠎ᠡ ᠃

ᠴᠢᠨᠠᠭᠰᠢᠳᠠ ᠴᠤ ᠤᠨᠴᠤᠭᠤᠢ ᠪᠠᠶ᠋ᠢᠳᠠᠯ ᠤᠨ ᠪᠠᠶ᠋ᠢᠭᠤᠯᠤᠯᠭ᠎ᠠ ᠮᠠᠨᠢ ᠪᠥᠰᠡ ᠨᠤᠲᠤᠭ ᠤᠨ ᠂ ᠳᠡᠯᠡᠬᠡᠢ ᠶ᠋ᠢᠨ ᠬᠡᠮᠵᠢᠶᠡᠨ ᠳᠦ ᠦᠢᠯᠡ ᠠᠵᠢᠯᠯᠠᠭ᠎ᠠ ᠶ᠋ᠢ ᠪᠠᠨ ᠶᠠᠪᠤᠭᠤᠯᠳᠠᠭ ᠤᠯᠠᠮ ᠴᠢᠳᠠᠪᠤᠷᠢᠯᠢᠭ ᠠᠯᠪᠠ ᠪᠣᠯᠤᠨ ᠪᠡᠬᠢᠵᠢᠬᠦ ᠨᠢ ᠳᠠᠮᠵᠢᠭ ᠦᠭᠡᠢ ᠶᠤᠮ ᠃

ᠲᠡᠭᠦᠨᠴᠢᠯᠡᠨ ᠪᠢᠳᠡ ᠮᠡᠳᠡᠯᠭᠡ ᠂ ᠪᠣᠯᠪᠠᠰᠤᠷᠠᠯ ᠂ ᠮᠡᠷᠭᠡᠵᠢᠯ ᠦᠨ ᠤᠷ᠎ᠠ ᠴᠢᠳᠠᠪᠤᠷᠢ ᠪᠠᠷ ᠨᠡᠶ᠋ᠢᠭᠡᠮ ᠳᠦ ᠪᠡᠨ ᠲᠡᠷᠢᠭᠦᠯᠡᠭᠴᠢ ᠂ ᠮᠠᠩᠯᠠᠶ᠋ᠢᠯᠠᠭᠴᠢᠳ ᠪᠠᠶ᠋ᠢᠵᠤ ᠂ ᠥᠨᠥᠳᠥᠷ ᠦᠨ ᠲᠦᠪᠰᠢᠨ ᠳᠦ ᠬᠦᠷᠦᠭᠰᠡᠨ ᠣᠯᠤᠯᠲᠠ ᠂ ᠠᠮᠵᠢᠯᠲᠠ ᠪᠠᠨ ᠪᠠᠲᠤᠳᠬᠠᠵᠤ ᠂ ᠲᠥᠷᠥ ᠂ ᠠᠷᠠᠳ ᠲᠦᠮᠡᠨ ᠳᠦ ᠪᠡᠨ ᠨᠡᠭᠡᠭᠡᠯᠲᠡ ᠲᠡᠢ ᠂  ᠬᠦᠷᠳᠡᠭᠡᠮᠵᠢ ᠪᠠᠶ᠋ᠢᠵᠤ ᠂ ᠬᠦᠯᠢᠶᠡᠭᠰᠡᠨ ᠡᠭᠦᠷᠭᠡ ᠪᠡᠨ ᠨᠡᠷ᠎ᠡ ᠲᠥᠷᠥ ᠲᠡᠢ ᠪᠡᠶᠡᠯᠡᠭᠦᠯᠬᠦ ᠪᠣᠯᠤᠨ᠎ᠠ ᠃

ᠤᠯᠤᠰ ᠣᠷᠣᠨ ᠤ ᠲᠡᠷᠢᠭᠦᠯᠡᠬᠦ ᠰᠠᠯᠪᠤᠷᠢ ᠨᠢ ᠪᠣᠯᠤᠭᠰᠠᠨ ᠤᠨᠴᠤᠭᠤᠢ ᠪᠠᠶ᠋ᠢᠳᠠᠯ ᠤᠨ ᠪᠠᠶ᠋ᠢᠭᠤᠯᠤᠯᠭ᠎ᠠ ᠶ᠋ᠢᠨ ᠠᠯᠪᠠ ᠬᠠᠭᠠᠭᠴᠢ ᠪᠠᠶ᠋ᠢᠨ᠎ᠠ ᠭᠡᠳᠡᠭ ᠲᠠ ᠪᠢᠳᠡᠨ ᠦ ᠪᠠᠬᠠᠷᠬᠠᠯ ᠂ ᠨᠡᠷ᠎ᠡ ᠲᠥᠷᠥ ᠶ᠋ᠢᠨ ᠬᠡᠷᠡᠭ ᠪᠥᠭᠡᠳ ᠥᠨᠳᠥᠷ ᠡᠭᠦᠷᠭᠡ ᠬᠠᠷᠢᠭᠤᠴᠠᠯᠭ᠎ᠠ ᠶᠤᠮ ᠃

ᠠᠯᠪᠠ ᠪᠠᠷ ᠢᠶᠡᠨ ᠂ ᠠᠵᠢᠯ ᠮᠡᠷᠭᠡᠵᠢᠯ ᠢᠶ᠋ᠡᠷ ᠢᠶ᠋ᠡᠨ ᠣᠮᠣᠭᠰᠢᠨ ᠪᠠᠬᠠᠷᠬᠠᠭᠰᠠᠨ ᠂ ᠡᠷᠡᠯᠬᠡᠭ ᠵᠣᠷᠢᠭᠲᠤ ᠡᠷᠬᠢᠮ ᠦᠢᠯᠡᠰ ᠢᠶ᠋ᠡᠷ ᠢᠶ᠋ᠡᠨ ᠦᠯᠢᠭᠡᠷᠯᠡᠨ ᠮᠠᠩᠯᠠᠶ᠋ᠢᠯᠠᠭᠴᠢ ᠡᠬᠡ ᠣᠷᠣᠨ ᠤ ᠬᠥᠪᠡᠭᠦᠳ ᠲᠡᠢ ᠡᠨᠡ ᠴᠠᠭ ᠦᠶ᠎ᠡ ᠳᠦ ᠮᠥᠷᠥ ᠵᠡᠷᠭᠡᠴᠡᠨ ᠠᠵᠢᠯᠯᠠᠵᠤ ᠪᠠᠶ᠋ᠢᠭ᠎ᠠ ᠳᠤ ᠪᠠᠨ ᠲᠤᠶ᠋ᠢᠯ ᠤᠨ ᠪᠠᠬᠠᠳᠤᠯᠲᠠᠢ ᠪᠠᠶ᠋ᠢᠨ᠎ᠠ᠃           

ᠡᠭᠡᠯ ᠠᠪᠤᠷᠠᠭᠴᠢ ᠶ᠋ᠢᠨ ᠬᠠᠯᠠᠭᠤᠨ ᠵᠢᠷᠦᠬᠡᠨ ᠳᠦ ᠡᠬᠡ ᠣᠷᠣᠨ ᠨᠢ ᠪᠦᠲᠦᠨ ᠢᠶ᠋ᠡᠷ ᠢᠶ᠋ᠡᠨ ᠪᠠᠭᠲᠠᠳᠠᠭ ᠶᠤᠮ ᠃

ᠮᠣᠩᠭᠣᠯᠤᠯᠤᠰ ᠤᠨ ᠢᠶᠡᠨ ᠲᠥᠯᠥᠭᠡ ᠵᠢᠳᠬᠦᠶ᠎ᠡ  ︕

                            

ᠤᠨᠴᠤᠭᠤᠢ ᠪᠠᠶᠢᠳᠠᠯ ‍ᠤᠨ ᠶᠡᠷᠤᠡᠭᠬᠡᠢ ᠭᠠᠵᠠᠷ ‍ᠤᠨ ᠲᠠᠷᠤᠭ᠎ᠠ ᠄
ᠬᠤᠰᠢᠭᠤᠴᠢ ᠭᠸᠨ᠋ᠸᠷᠠᠯ ᠄ ᠭᠡ‍ · ᠠᠷᠢᠭᠤᠨᠪᠤᠶᠠᠨ