Хаах

ᠴᠠᠰᠤᠨ ᠳ᠋ᠤ ᠰᠠᠭᠤᠭᠰᠠᠨ ᠔᠔ ᠠᠦᠲ᠋ᠤᠮᠠᠰᠢᠨ ᠢ᠋ ᠲᠠᠲᠠᠨ ᠭᠠᠷᠭᠠᠵᠤ᠂ ᠓᠐᠓ ᠢᠷᢉᠡᠨ ᠦ᠋ ᠠᠶᠤᠯ ᠦᢉᠡᠢ ᠪᠠᠶᠢᠳᠠᠯ ᠢ᠋ ᠬᠠᠩᠭᠠᠨ ᠠᠵᠢᠯᠯᠠᠯ᠎ᠠ

A- A A+
ᠴᠠᠰᠤᠨ ᠳ᠋ᠤ ᠰᠠᠭᠤᠭᠰᠠᠨ ᠔᠔ ᠠᠦᠲ᠋ᠤᠮᠠᠰᠢᠨ ᠢ᠋ ᠲᠠᠲᠠᠨ ᠭᠠᠷᠭᠠᠵᠤ᠂ ᠓᠐᠓ ᠢᠷᢉᠡᠨ ᠦ᠋ ᠠᠶᠤᠯ ᠦᢉᠡᠢ ᠪᠠᠶᠢᠳᠠᠯ ᠢ᠋ ᠬᠠᠩᠭᠠᠨ ᠠᠵᠢᠯᠯᠠᠯ᠎ᠠ

ᠣᠨᠴᠤᠭᠤᠢ ᠪᠠᠶᠢᠳᠠᠯ ᠤ᠋ᠨ ᠪᠠᠶᠢᠭᠤᠯᠤᠯᠭ᠎ᠠ ᠳ᠋ᠤ ᠥᠴᠦᢉᠡᠳᠦᠷ ᠪᠤᠶᠤ ᠙᠆ ᠳ᠋ᠦ ᠵᠠᠪᠬᠠᠨ ᠠᠶᠢᠮᠠᠭ ᠤ᠋ᠨ ᠠᠯᠳᠠᠷᠬᠠᠭᠠᠨ᠂ ᠪᠠᠶᠠᠨ ᠆ ᠥᠯᠦᢉᠡᠢ ᠠᠶᠢᠮᠠᠭ ᠤ᠋ᠨ ᠳᠡᠯᠢᢉᠦᠨ᠂ ᠳᠤᠮᠳᠠᠭᠣᠪᠢ ᠠᠶᠢᠮᠠᠭ ᠤ᠋ᠨ ᠴᠠᠭᠠᠨᠳᠡᠯᢉᠡᠷ᠂ ᠭᠣᠪᠢ ᠆ ᠠᠯᠲᠠᠢ ᠠᠶᠢᠮᠠᠭ ᠤ᠋ᠨ ᠳᠠᠷᠪᠢ᠂ ᠤᠪᠰᠤ ᠠᠶᠢᠮᠠᠭ ᠤ᠋ᠨ ᠲᠠᠷᠢᠶᠠᠯᠠᠩ᠂ ᠭᠣᠪᠢ ᠠᠯ ᠲᠠᠢ ᠠᠶᠢᠮᠠᠭ ᠤ᠋ᠨ ᠴᠣᠭᠲᠤ᠂ ᠳᠣᠷᠤᠨᠠᠳᠤ ᠠᠶᠢᠮᠠᠭ ᠤ᠋ᠨ ᠪᠠᠶᠠᠨᠲᠦ᠋ᠮᠡᠨ᠂ ᢈᠡᠨᠲᠡᠢ ᠠᠶᠢᠮᠠᠭ ᠤ᠋ᠨ ᠪᠠᠶᠠᠩᠬᠤᠲᠤᠭ ᠰᠤᠮᠤᠨ ᠳ᠋ᠤ ᠠᠦᠲ᠋ᠤᠮᠠᠰᠢᠨ ᠴᠠᠰᠤᠨ ᠳ᠋ᠤ ᠰᠠᠭᠤᠭᠰᠠᠨ ᠨᠡᠶᠢᠲᠡ ᠘ ᠤᠳᠠᠭ᠎ᠠ ᠶ᠋ᠢᠨ ᠲᠣᢈᠢᠶᠠᠯᠳᠤᠯ ᠪᠦᠷᠢᠳᢈᠡᢉᠳᠡᠯ᠎ᠡ᠃

ᠲᠤᠬᠠᠢ ᠶ᠋ᠢᠨ ᠣᠷᠤᠨ ᠨᠤᠲᠤᠭ ᠤ᠋ᠨ ᠣᠨᠴᠤᠭᠤᠢ ᠪᠠᠶᠢᠳᠠᠯ ᠤ᠋ᠨ ᠪᠠᠶᠢᠭᠤᠯᠤᠯᠭ᠎ᠠ ᠶ᠋ᠢᠨ ᠠᠯᠪᠠ ᠬᠠᠭᠠᠭᠴᠢᠳ ᠡᢉᠦᠷᢉᠡ ᢉᠦᠢᠴᠡᠳᢈᠡᠵᠦ᠂ ᠨᠡᠶᠢᠲᠡ ᠔᠔ ᠠᠦᠲ᠋ᠤᠮᠠᠰᠢᠨ ᠢ᠋ ᠲᠠᠲᠠᠨ ᠭᠠᠷᠭᠠᠵᠤ᠂ ᠓᠐᠓ ᠢᠷᢉᠡᠨ ᠦ᠋ ᠠᠶᠤᠯ ᠦᢉᠡᠢ ᠪᠠᠶᠢᠳᠠᠯ ᠢ᠋ ᠬᠠᠩᠭᠠᠨ ᠠᠵᠢᠯᠯᠠᠭᠰᠠᠨ ᠪᠠᠶᠢᠨ᠎ᠠ᠃

ᠣᠨ ᠭᠠᠷᠤᠭᠰᠠᠭᠠᠷ ᠴᠠᠰᠤᠨ ᠳ᠋ᠤ ᠰᠠᠭᠤᠭᠰᠠᠨ ᠨᠡᠶᠢᠲᠡ ᠑᠘ ᠤᠳᠠᠭ᠎ᠠ ᠶ᠋ᠢᠨ ᠲᠣᢈᠢᠶᠠᠯᠳᠤᠯ ᠪᠦᠷᠢᠳᢈᠡᢉᠳᠡᠵᠦ᠂ ᠣᠨᠴᠤᠭᠤᠢ ᠪᠠᠶᠢᠳᠠᠯ ᠤ᠋ᠨ ᠪᠠᠶᠢᠭᠤᠯᠤᠯᠭ᠎ᠠ ᠶ᠋ᠢᠨ ᠠᠯᠪᠠ ᠬᠠᠭᠠᠭᠴᠢ ᠳ᠋ᠤ ᠓᠒᠕ ᠢᠷᢉᠡᠨ ᠦ᠋ ᠠᠮᠢ ᠨᠠᠰᠤ ᠶ᠋ᠢ ᠠᠪᠤᠷᠠᠵᠤ᠂ ᠕᠑ ᠲᠡᢉᠡᢉᠡᠪᠦᠷᠢ ᠶ᠋ᠢᠨ ᢈᠡᠷᠡᢉᠰᠡᠯ ᠢ᠋ ᠲᠠᠲᠠᠨ ᠭᠠᠷᠭᠠᠯ᠎ᠠ ᢉᠡᠵᠦ ᠣᠨᠴᠤᠭᠤᠢ ᠪᠠᠶᠢᠳᠠᠯ ᠤ᠋ᠨ ᠶᠡᠷᠦᠩᢈᠡᠢ ᠭᠠᠵᠠᠷ ᠠ᠋ᠴᠠ ᠮᠡᠳᠡᢉᠡᠯᠡᠯ ᠢ᠋ᠶᠡᠨ᠃