Хаах

ᠬᠣᠶᠠᠳᠤᠭᠠᠷ ᠰᠠᠷ᠎ᠠ ᠶ᠋ᠢᠨ ᠭᠤᠷᠪᠠᠳᠤᠭᠠᠷ ᠠᠷᠪᠠ ᠬᠣᠨᠤᠭ ᠤ᠋ᠨ ᠦᠶ᠎ᠡ ᠪᠡᠷ ᠴᠠᠰᠤᠨ ᠪᠣᠯᠤᠨ ᠰᠢᠷᠤᠶᠢᠨ ᠰᠢᠭᠤᠷᠭ᠎ᠠ ᠲᠠᠢ ᠪᠠᠶᠢᠨ᠎ᠠ

A- A A+
ᠬᠣᠶᠠᠳᠤᠭᠠᠷ ᠰᠠᠷ᠎ᠠ ᠶ᠋ᠢᠨ ᠭᠤᠷᠪᠠᠳᠤᠭᠠᠷ ᠠᠷᠪᠠ ᠬᠣᠨᠤᠭ ᠤ᠋ᠨ ᠦᠶ᠎ᠡ ᠪᠡᠷ ᠴᠠᠰᠤᠨ ᠪᠣᠯᠤᠨ ᠰᠢᠷᠤᠶᠢᠨ ᠰᠢᠭᠤᠷᠭ᠎ᠠ ᠲᠠᠢ ᠪᠠᠶᠢᠨ᠎ᠠ

ᠴᠠᠭ ᠠᠭᠤᠷ ᠤᠨ ᠪᠠᠶᠢᠭᠤᠯᠤᠯᠭ᠎ᠠ ᠠᠴᠠ ᠭᠠᠷᠭᠠᠭᠰᠠᠨ ᠬᠣᠶᠠᠳᠤᠭᠠᠷ ᠰᠠᠷ᠎ᠠ ᠶᠢᠨ ᠴᠠᠭ ᠠᠭᠠᠷ ᠤᠨ ᠤᠷᠢᠳᠴᠢᠯᠠᠭᠰᠠᠨ ᠮᠡᠳᠡᠭᠡ ᠪᠡᠷ ᠪᠠᠶᠠᠨ-ᠥᠯᠥᠭᠡᠢ᠂ ᠬᠣᠪᠲᠣ᠂ ᠭᠣᠪᠢ–ᠠᠯᠲᠠᠢ ᠠᠶᠢᠮᠠᠭ ᠤᠨ ᠨᠡᠶᠢᠲᠡ ᠨᠤᠲᠤᠭ᠂ ᠪᠠᠶᠠᠩᠬᠣᠩᠭᠤᠷ ᠠᠶᠢᠮᠠᠭ ᠤᠨ ᠡᠮᠦᠨᠡᠲᠦ ᠬᠡᠰᠡᠭ ᠢᠶᠡᠷ ᠣᠯᠠᠨ ᠵᠢᠯ ᠦᠨ ᠳᠤᠮᠳᠠᠴᠢ ᠠᠴᠠ ᠳᠤᠯᠠᠭᠠᠨ᠂ ᠲᠥᠪ᠂ ᠵᠡᠭᠦᠨ ᠠᠶᠢᠮᠠᠭ ᠤᠳ ᠤᠨ ᠨᠡᠶᠢᠲᠡ ᠨᠤᠲᠤᠭ᠂ ᠳᠣᠷᠣᠨᠠᠭᠣᠪᠢ ᠠᠶᠢᠮᠠᠭ ᠤᠨ ᠬᠣᠶᠢᠳ᠂ ᠳᠤᠮᠳᠠᠭᠣᠪᠢ᠂ ᠭᠣᠪᠢᠰᠦᠮᠪᠦᠷ ᠠᠶᠢᠮᠠᠭ ᠤᠨ ᠨᠤᠲᠤᠭ ᠢᠶᠠᠷ ᠣᠯᠠᠨ ᠵᠢᠯ ᠦᠨ ᠳᠤᠮᠳᠠᠴᠢ ᠠᠴᠠ ᠬᠦᠢᠲᠡᠨ᠂ ᠪᠤᠰᠤᠳ ᠨᠤᠲᠤᠭ ᠢᠶᠠᠷ ᠳᠤᠮᠳᠠᠴᠢ ᠶᠢᠨ ᠣᠷᠴᠢᠮ ᠪᠠᠶᠢᠨ᠎ᠠ᠃
ᠬᠤᠷ᠎ᠠ ᠲᠤᠨᠳᠠᠰᠤᠨ ᠤ ᠬᠤᠪᠢ ᠳᠤ ᠪᠠᠶᠠᠨ-ᠥᠯᠥᠭᠡᠢ᠂ ᠭᠣᠪᠢ-ᠠᠯᠲᠠᠢ᠂ ᠤᠪᠰ᠂ ᠬᠣᠪᠲᠣ ᠠᠶᠢᠮᠠᠭ ᠤᠨ ᠨᠤᠲᠤᠭ᠂ ᠪᠠᠶᠠᠨᠬᠣᠩᠭᠣᠷ ᠠᠶᠢᠮᠠᠭ ᠤᠨ ᠬᠣᠶᠢᠳ᠂ ᠵᠠᠪᠬᠠᠨ ᠠᠶᠢᠮᠠᠭ ᠤᠨ ᠵᠡᠭᠦᠨ᠂ ᠡᠮᠦᠨᠡᠭᠣᠪᠢ ᠠᠶᠢᠮᠠᠭ ᠤᠨ ᠪᠠᠷᠠᠭᠤᠨ ᠬᠡᠰᠡᠭ ᠢᠶᠡᠷ ᠣᠯᠠᠨ ᠵᠢᠯ ᠦᠨ ᠳᠤᠮᠳᠠᠵᠢ ᠶᠢᠨ ᠣᠷᠴᠢᠮ᠂ ᠪᠤᠰᠤᠳ ᠨᠤᠲᠤᠭ ᠢᠶᠠᠷ ᠣᠯᠠᠨ ᠵᠢᠯ ᠦᠨ ᠳᠤᠮᠳᠠᠴᠢ ᠠᠴᠠ ᠠᠬᠢᠭᠤ ᠬᠤᠷ᠎ᠠ ᠲᠤᠨᠤᠳᠠᠰᠤ ᠣᠷᠣᠬᠤ ᠲᠥᠯᠥᠪᠲᠡᠢ ᠪᠠᠶᠢᠨ᠎ᠠ᠃
ᠨᠢᠭᠡᠳᠦᠭᠡᠷ ᠠᠷᠪᠠ ᠬᠣᠨᠣᠭ ᠤᠨ ᠰᠡᠭᠦᠯᠡᠷ ᠪᠠᠷᠠᠭᠤᠨ ᠠᠶᠢᠮᠠᠭ ᠤᠳ ᠤᠨ ᠨᠤᠲᠤᠭ ᠢᠶᠠᠷ᠂ ᠬᠣᠶᠠᠳᠤᠭᠠᠷ ᠠᠷᠪᠠ ᠬᠣᠨᠣᠭ ᠤᠨ ᠳᠤᠮᠳᠠ ᠦᠶ᠎ᠡ ᠪᠡᠷ ᠵᠡᠭᠦᠨ ᠠᠶᠢᠮᠠᠭ ᠤᠳ ᠤᠨ ᠨᠤᠲᠤᠭ ᠢᠶᠠᠷ᠂ ᠰᠡᠭᠦᠯᠡᠷ ᠲᠥᠪ ᠦᠨ ᠠᠶᠢᠮᠠᠭ ᠤᠳ ᠤᠨ ᠨᠤᠲᠤᠭ ᠢᠶᠠᠷ᠂ ᠭᠤᠷᠪᠠᠳᠤᠭᠠᠷ ᠠᠷᠪᠠ ᠬᠣᠨᠣᠭ ᠲᠤ ᠨᠡᠶᠢᠲᠡ ᠨᠤᠲᠤᠭ ᠢᠶᠠᠷ ᠴᠠᠰᠤ ᠣᠷᠣᠵᠤ᠂ ᠴᠠᠰᠤᠨ ᠪᠣᠯᠤᠨ ᠰᠢᠷᠤᠶᠢᠨ ᠰᠢᠭᠤᠷᠭ᠎ᠠ ᠰᠢᠭᠤᠷᠬᠤ ᠲᠥᠯᠥᠪᠲᠡᠢ ᠪᠠᠶᠢᠨ᠎ᠠ᠃
ᠵᠤᠳ ᠤᠨ ᠨᠥᠬᠥᠴᠡᠯ ᠪᠠᠶᠢᠳᠠᠯ ᠡᠭᠦᠰᠦᠭᠡᠳ ᠪᠠᠶᠢᠭ᠎ᠠ ᠲᠥᠪ᠂ ᠵᠡᠭᠦᠨ ᠠᠶᠢᠮᠠᠭ ᠤᠳ ᠤᠨ ᠨᠤᠲᠤᠭ ᠢᠶᠠᠷ ᠴᠠᠰᠤ ᠨᠡᠮᠡᠭᠳᠡᠵᠦ᠂ ᠰᠠᠯᠬᠢ ᠰᠢᠭᠤᠷᠭ᠎ᠠ ᠲᠠᠢ ᠡᠪᠦᠯᠵᠢᠯᠲᠡ᠂ ᠬᠠᠪᠤᠷᠵᠢᠯᠲᠠ ᠶᠢᠨ ᠨᠥᠬᠥᠴᠡᠯ ᠤᠯᠠᠮ ᠬᠦᠨᠳᠦᠷᠡᠬᠦ ᠨᠥᠬᠥᠴᠡᠯ ᠡᠭᠦᠰᠴᠦ ᠪᠠᠶᠢᠭ᠎ᠠ ᠲᠤᠯᠠ ᠠᠶᠢᠮᠠᠭ᠂ ᠰᠤᠮᠤ ᠶᠢᠨ ᠣᠨᠴᠠᠭᠠᠢ ᠺᠣᠮᠢᠰ᠂ ᠮᠠᠯᠴᠢᠳ ᠢᠷᠭᠡᠳ ᠣᠨᠴᠠᠭᠠᠢ ᠠᠩᠬᠠᠷᠴᠤ ᠬᠠᠷᠢᠭᠤ ᠠᠷᠭ᠎ᠠ ᠬᠡᠮᠵᠢᠶ᠎ᠡ ᠶᠢ ᠰᠢᠭᠤᠷᠬᠠᠢ ᠠᠪᠬᠤ᠂ ᠡᠪᠡᠰᠦ᠂ ᠲᠡᠵᠢᠭᠡᠯ ᠦᠨ ᠨᠥᠭᠡᠴᠡ ᠶᠢ ᠨᠡᠮᠡᠵᠦ ᠪᠦᠷᠢᠳᠦᠭᠦᠯᠬᠦ ᠱᠠᠭᠠᠷᠳᠠᠯᠭ᠎ᠠ ᠲᠠᠢ᠃
ᠲᠡᠭᠦᠨᠴᠢᠯᠡᠨ ᠭᠤᠷᠪᠠᠳᠤᠭᠠᠷ ᠠᠷᠪᠠ ᠬᠣᠨᠣᠭ ᠤᠨ ᠦᠶ᠎ᠡ ᠪᠡᠷ ᠴᠠᠰᠤᠨ ᠪᠣᠯᠤᠨ ᠰᠢᠷᠤᠶᠢᠨ ᠰᠢᠭᠤᠷᠭ᠎ᠠ ᠲᠠᠢ ᠪᠠᠶᠢᠬᠤ ᠲᠤᠯᠠ ᠪᠣᠯᠵᠣᠰᠢ ᠦᠭᠡᠢ ᠠᠶᠤᠯᠲᠤ ᠦᠵᠡᠭᠳᠡᠯ ᠡᠴᠡ ᠤᠷᠢᠳᠴᠢᠯᠠᠨ ᠰᠡᠷᠭᠡᠶᠢᠯᠡᠬᠦ ᠠᠷᠭ᠎ᠠ ᠬᠡᠮᠵᠢᠶ᠎ᠡ ᠶᠢ ᠠᠪᠬᠤ᠂ ᠴᠠᠭ ᠠᠭᠠᠷ ᠤᠨ ᠮᠡᠳᠡᠭᠡ᠂ ᠮᠡᠳᠡᠭᠡᠯᠡᠯ ᠢ ᠲᠤᠬᠠᠢ ᠪᠦᠷ ᠠᠪᠴᠤ᠂ ᠮᠡᠷᠭᠡᠵᠢᠯ ᠦᠨ ᠪᠠᠶᠢᠭᠤᠯᠤᠯᠭ᠎ᠠ ᠶᠢᠨ ᠵᠥᠪᠯᠡᠭᠡ᠂ ᠵᠥᠪᠯᠡᠮᠵᠢ ᠶᠢ ᠬᠡᠷᠡᠭᠵᠢᠭᠦᠯᠵᠦ ᠬᠡᠪᠰᠢᠬᠦ ᠶᠢ ᠠᠩᠬᠠᠷᠤᠭᠤᠯᠵᠤ ᠪᠠᠶᠢᠨ᠎ᠠ᠃