ᠤᠯᠤᠰ ᠤ᠋ᠨ ᢈᠡᠮᠵᠢᠶ ᠡᠨ ᠳ᠋ᠦ ᠥᠩᢉᠡᠷᠡᢉᠰᠡᠨ ᠳᠣᠯᠤᠭᠠ ᠬᠣᠨᠤᠭ ᠲᠤ /᠒᠐᠒᠕᠂᠐᠕᠂᠑᠙-᠐᠕᠂᠒᠕/ ᠨᠡᠶᠢᠰᠯᠡᠯ ᠦ᠋ᠨ ᠙ ᠳᠡᢉᠦᠷᢉᠡ᠂ ᠑᠘ ᠠᠶᠢᠮᠠᠭ ᠤ᠋ᠨ ᠓᠔ ᠰᠤᠮᠤᠨ ᠳ᠋ᠤ ᠠᠶᠤᠯᠲᠤ ᠦᠵᠡᢉᠳᠡᠯ᠂ ᠣᠰᠤᠯ ᠤ᠋ᠨ ᠑᠐᠕ ᠤᠳᠠᠭᠠ ᠶ᠋ᠢᠨ ᠳᠠᠭᠤᠳᠠᠯᠭᠠ ᠪᠦᠷᠢᠳᢈᠡᢉᠳᠡᢉᠰᠡᠨ ᠪᠠᠶᠢᠨᠠ᠃ ᠳᠠᠭᠤᠳᠠᠯᠭᠠ ᠶ᠋ᠢᠨ ᠳᠠᠭᠠᠭᠤ ᠲᠥᠪ᠂ ᠣᠷᠤᠨ ᠨᠤᠲᠤᠭ ᠤ᠋ᠨ ᠣᠨᠴᠤᠭᠤᠢ ᠪᠠᠶᠢᠳᠠᠯ ᠤ᠋ᠨ ᠪᠠᠶᠢᠭᠤᠯᠤᠯᠭᠠ ᠶ᠋ᠢᠨ ᠠᠯᠪᠠ ᠬᠠᠭᠠᠭᠴᠢᠳ ᠡᢉᠦᠷᢉᠡ ᢉᠦᠢᠴᠡᠳᢈᠡᠵᠦ᠂ ᠘᠖ ᠢᠷᢉᠡᠨ ᠦ᠋ ᠠᠮᠢ ᠨᠠᠰᠤ ᠶ᠋ᠢ ᠠᠪᠤᠷᠠᠨ ᠬᠠᠮᠠᠭᠠᠯᠠᠵᠤ᠂ ᠲᠤᠰᠠᠯᠠᠮᠵᠢ ᠦᠢᠯᠡᠴᠢᠯᠡᢉᠡ ᠦᠵᠡᢉᠦᠯᠦᢉᠰᠡᠨ᠃ ᠨᠡᠶᠢᠲᠡ ᠳᠠᠭᠤᠳᠠᠯᠭᠠ ᠶ᠋ᠢᠨ ᠙᠕ ᠨᠢ ᠣᠪᠶᠧᠻᠲ ᠤ᠋ᠨ ᠭᠠᠯ ᠲᠦᠢᠮᠡᠷ᠂ ᠒ ᠨᠢ ᠣᠢ᠂ ᢈᠡᢉᠡᠷᠡ ᠶ᠋ᠢᠨ ᠭᠠᠯ ᠲᠦᠢᠮᠡᠷ᠂ ᠖ ᠨᠢ ᢈᠦᠮᠦᠨ ᠦ᠋ ᠦᠢᠯᠡ ᠠᠵᠢᠯᠯᠠᠭᠠ ᠲᠠᠢ ᠬᠣᠯᠪᠤᠭᠠᠲᠠᠢ ᠣᠰᠤᠯ᠂ ᠑ ᠨᠢ ᠭᠠᠵᠠᠷ ᢈᠥᠳᠡᠯᠦᠯᠲᠡ᠂ ᠑ ᠨᠢ ᢈᠦᠴᠦ ᠲᠡᠢ ᠰᠠᠯᢈᠢ ᠰᠢᠭᠤᠷᠭᠠᠨ ᠤ᠋ ᠳᠠᠭᠤᠳᠠᠯᠭᠠ ᠪᠠᠶᠢᠨᠠ᠃