ᠠᠮᠢᠳᠤᠷᠠᠵᠤ ᠪᠠᠶᠢᠭᠠ ᠭᠠᠵᠠᠷ᠂ ᠠᠵᠢᠯᠯᠠᠵᠤ ᠪᠠᠶᠢᠭᠠ ᠠᠯᠪᠠᠨ ᠪᠠᠶᠢᠭᠤᠯᠤᠯᠭᠠ᠂ ᠥᠪᠡᠷ ᠦ᠋ᠨ ᠪᠣᠯᠤᠭᠠᠳ ᠡᠷᠦᢈᠡ ᠶ᠋ᠢᠨ ᠠᠶᠤᠯ ᠦᢉᠡᠢ ᠪᠠᠶᠢᠳᠠᠯ ᠳ᠋ᠤ ᠪᠠᠨ ᠲᠠ ᢈᠡᠷ ᠠᠩᠬᠠᠷᠳᠠᠭ ᠪᠤᠢ᠃ ᠲᠠᠨ ᠤ᠋ ᠣᠶᠢᠷᠠ᠂ ᠣᠷᠴᠢᠨ ᠳ᠋ᠤ ᠡᢉᠦᠰᠴᠦ ᠪᠣᠯᠵᠤᠰᠢ ᠦᢉᠡᠢ ᠡᠷᠦᠰᠳᠡᠯ ᠡᠴᠡ ᠰᠡᠷᢉᠡᠶᠢᠯᠡᢈᠦ ᠪᠣᠯᠤᠮᠵᠢ ᠶ᠋ᠢ ᠣᠨᠴᠤᠭᠤᠢ ᠪᠠᠶᠢᠳᠠᠯ ᠤ᠋ᠨ ᠪᠠᠶᠢᠭᠤᠯᠤᠯᠭᠠ ᠠ᠋ᠴᠠ ᠰᠠᠷᠠ ᠪᠦᠷᠢ ᠶ᠋ᠢᠨ ᠰᠡᢉᠦᠯ ᠦ᠋ᠨ ᠗ ᠬᠣᠨᠤᠭ ᠤ᠋ᠨ ᠫᠦᠷᠪᠦ ᠭᠠᠷᠠᠭ ᠪᠦᠷᠢ ᠲᠠᠨ ᠳ᠋ᠤ ᠣᠯᠭᠤᠵᠤ ᠪᠠᠶᠢᠨᠠ᠃ ᠣᠨᠴᠤᠭᠤᠢ ᠪᠠᠶᠢᠳᠠᠯ ᠤ᠋ᠨ ᠪᠠᠶᠢᠭᠤᠯᠤᠯᠭᠠ ᠶ᠋ᠢᠨ http://quiz᠃ belenbai᠃ mn/ ᠰᠠᠶᠢᠲ ᠲᠤ ᠵᠣᠴᠢᠯᠠᠨ᠂ ᠭᠤᠷᠪᠠᠨ ᠲᠥᠷᠦᠯ ᠦ᠋ᠨ ᢈᠢᠨᠠᠯᠲᠠ ᠶ᠋ᠢ ᠬᠠᠭᠤᠳᠠᠰᠤ ᠶ᠋ᠢ ᠪᠥᢉᠯᠡᢉᠡᠳ ᠨᠢᢉᠡ ᠦᠵᠡᢉᠡᠷᠡᠢ᠃ ᠪᠤᠷᠤᠭᠤ ᠪᠥᢉᠯᠡᢉᠰᠡᠨ ᠴᠤ ᠲᠠᠨ ᠳ᠋ᠤ ᠵᠥᠪ ᠬᠠᠷᠢᠭᠤᠯᠲᠠ ᠶ᠋ᠢ ᠥᢉᢈᠦ ᠪᠥᢉᠡᠳ ᠠᠶᠤᠯ ᠦᢉᠡᠢ ᠪᠠᠶᠢᠳᠠᠯ ᠢ᠋ᠶᠠᠨ ᠬᠠᠩᠭᠠᠬᠤ ᠳ᠋ᠤ ᠒-᠓ ᠮᠢᠨᠦᠲ ᠯᠠ ᠱᠠᠭᠠᠷᠳᠠᠯᠭᠠᠲᠠᠢ᠃ ᠥᠪᠡᠷ ᠦ᠋ᠨ ᠪᠣᠯᠤᠭᠠᠳ ᠬᠠᠶᠢᠷᠠᠲᠠᠢ ᢈᠦᠮᠦᠰ ᠦ᠋ᠨ ᠴᠢᠨᠢ ᠠᠶᠤᠯ ᠦᢉᠡᠢ ᠪᠠᠶᠢᠳᠠᠯ ᠢᠷᢉᠡᠨ ᠲᠠᠨ ᠤ᠋ ᠭᠠᠷ ᠲᠤ ᠪᠠᠶᠢᠭᠠ ᠶ᠋ᠢ ᠦᠷᢉᠦᠯᠵᠢ ᠰᠠᠨᠠᠵᠤ᠂ ᠢᠷᠡᢉᠡᠳᠦᠢ ᠳ᠋ᠦ ᠡᢉᠦᠰᠴᠦ ᠪᠣᠯᠵᠤᠰᠢ ᠦᢉᠡᠢ ᠡᠷᠦᠰᠳᠡᠯ ᠡᠴᠡ ᠰᠡᠷᢉᠡᠶᠢᠯᠡᢈᠦ ᠠᠯᠬᠤᠮ ᠢ᠋ ᢈᠢᠵᠦ ᢈᠡᠪᠰᠢᢈᠦ ᠶ᠋ᠢ ᠤᠷᠢᠶᠠᠯᠠᠵᠤ ᠪᠠᠶᠢᠨᠠ᠃