ᠣᠪᠧᠭ- ᠤ᠋ᠨ ᠳᠠᠷᠤᠭᠠ ᠶ᠋ᠢᠨ ᠒᠐᠒᠕ ᠣᠨ ᠤ᠋ ᠐᠕ ᠳ᠋ᠤᠭᠠᠷ ᠰᠠᠷᠠ ᠶ᠋ᠢᠨ ᠐᠗- ᠤ᠋ ᠡᠳᠦᠷ ᠦ᠋ᠨ ᠠ/᠑᠗᠑ ᠳ᠋ᠦ᠋ᢉᠡᠷ ᠲᠤᠰᠢᠶᠠᠯ ᠢ᠋ᠶᠠᠷ “ᠣᠨᠴᠤᠭᠤᠢ ᠪᠠᠶᠢᠳᠠᠯ ᠤ᠋ᠨ ᠪᠠᠶᠢᠭᠤᠯᠤᠯᠭᠠ ᠶ᠋ᠢᠨ ᠠᠯᠪᠠ ᠬᠠᠭᠠᠭᠴᠢᠳ ᠤ᠋ᠨ ᠠᠵᠢᠯᠯᠠᠬᠤ ᠨᠥᢈᠦᠴᠡᠯ᠂ ᠨᠡᠶᠢᢉᠡᠮ ᠦ᠋ᠨ ᠪᠠᠲᠤᠯᠠᠭᠠ ᠶ᠋ᠢ ᠰᠠᠶᠢᠵᠢᠷᠠᠭᠤᠯᠬᠤ” ᢈᠥᠲᠦᠯᠪᠦᠷᠢ ᠶ᠋ᠢ ᠰᠢᠨᠡᠴᠢᠯᠡᠨ ᠪᠠᠲᠤᠯᠠᠭᠤᠯᠵᠤ᠂ ᠒᠐᠒᠕-᠒᠐᠒᠘ ᠣᠨ ᠢ᠋ ᢈᠦᠷᠲᠡᠯᠡ ᢈᠡᠷᠡᢉᠵᠢᢉᠦᠯᠵᠦ ᠪᠠᠶᠢᠨᠠ᠃ ᠡᠨᠡ ᢈᠦᠷᠢᠶᠡᠨ ᠳ᠋ᠦ ᠠᠯᠪᠠ ᠬᠠᠭᠠᠭᠴᠢᠳ ᠢ᠋ ᠡᠷᠡᢉᠦᠯ ᠮᠡᠨᠳᠦ ᠶ᠋ᠢᠨ ᠤᠷᠢᠳᠴᠢᠯᠠᠨ ᠰᠡᠷᢉᠡᠶᠢᠯᠡᢈᠦ ᠦᠵᠡᠯᢉᠡ᠂ ᠡᠷᠲᠡ ᠢᠯᠡᠷᠡᢉᠦᠯᢉᠡ ᠳ᠋ᠦ ᠬᠠᠮᠤᠷᠤᠭᠤᠯᠬᠤ ᠠᠵᠢᠯ ᠢ᠋ ᠪᠠᠷᠠᠭᠤᠨ ᠪᠦᠰᠡ ᠶ᠋ᠢᠨ ᠥᠪᠦᠷᠬᠠᠩᠭᠠᠢ᠂ ᠪᠠᠶᠠᠩᠬᠣᠩᠭᠤᠷ᠂ ᠭᠣᠪᠢ-ᠠᠯᠲᠠᠢ᠂ ᠬᠣᠪᠳᠤ᠂ ᠪᠠᠶᠠᠨ-ᠥᠯᠦᢉᠡᠢ᠂ ᠤᠪᠰᠤ᠂ ᠵᠠᠪᠬᠠᠨ ᠠᠶᠢᠮᠠᠭ ᠤ᠋ᠨ ᠣᠨᠴᠤᠭᠤᠢ ᠪᠠᠶᠢᠳᠠᠯ ᠤ᠋ᠨ ᠪᠠᠶᠢᠭᠤᠯᠤᠯᠭᠠ ᠶ᠋ᠢᠨ ᠒᠔ ᠰᠠᠯᠪᠤᠷᠢ ᠨᠢᢉᠡᠴᠡ ᠶ᠋ᠢᠨ ᢈᠦᠷᠢᠶᠡᠨ ᠳ᠋ᠦ ᠵᠣᢈᠢᠶᠠᠨ ᠪᠠᠶᠢᠭᠤᠯᠤᠯᠠ᠃ ᠦᠵᠡᠯᢉᠡ ᠶ᠋ᠢᠨ ᠪᠠᠭ ᠤ᠋ᠨ ᠪᠦᠷᠢᠯᠳᠦᢈᠦᠨ ᠳ᠋ᠦ ᠣᠨᠴᠤᠭᠤᠢ ᠪᠠᠶᠢᠳᠠᠯ ᠤ᠋ᠨ ᠶᠡᠷᠦᠩᢈᠡᠢ ᠭᠠᠵᠠᠷ᠂ ᠠᠷᠤ ᠲᠠᠯᠠ ᠶ᠋ᠢᠨ ᠑᠑᠕ ᠳ᠋᠋ᠤᠭᠠᠷ ᠠᠩᢉᠢ᠂ ᠠᠭᠤᠯᠠ ᠠᠭᠤᠷᠬᠠᠢ ᠶ᠋ᠢᠨ ᠠᠪᠤᠷᠠᠬᠤ ᠐᠙ ᠳ᠋ᠦᢉᠡᠷ ᠠᠩᢉᠢ᠂ ᠠᠭᠠᠷ ᠠ᠋ᠴᠠ ᠡᠷᠢᠨ ᠬᠠᠶᠢᠬᠤ᠂ ᠠᠪᠤᠷᠠᠬᠤ ᠑᠑᠑ ᠳ᠋ᠦ᠋ᢉᠡᠷ ᠠᠩᢉᠢ᠂ ᠠᠨᠠᠭᠠᠬᠤ ᠶ᠋ᠢᠨ ᠰᠢᠨᠵᠢᠯᠡᢈᠦ ᠤᠬᠠᠭᠠᠨ ᠤ᠋ ᠦᠨᠳᠦᠰᠦᠨ ᠦ᠋ ᠶᠡᢈᠡ ᠰᠤᠷᠭᠠᠭᠤᠯᠢ ᠶ᠋ᠢᠨ ᠬᠠᠷᠢᠶᠠ ᠮᠣᠩᠭᠣᠯ-ᠶᠠᠫᠣᠨ ᠤ᠋ ᠡᠮᠨᠡᠯᢉᠡ᠂ ᠨᠢᠭᠤᠷ ᠠᠮᠠ ᠰᠤᠳᠤᠯᠤᠯ ᠤ᠋ᠨ ᠡᠮᠨᠡᠯᢉᠡ᠂ ᢈᠥᠳᠡᠯᠮᠦᠷᠢ ᠶ᠋ᠢᠨ ᠠᠶᠤᠯ ᠦᢉᠡᠢ ᠪᠠᠶᠢᠳᠠᠯ᠂ ᠡᠷᠡᢉᠦᠯ ᠮᠡᠨᠳᠦ ᠶ᠋ᠢᠨ ᠲᠥᠪ ᠦ᠋ᠨ ᠡᠮᠴᠢ᠂ ᠡᠮᠨᠡᠯᢉᠡ ᠶ᠋ᠢᠨ ᠮᠡᠷᢉᠡᠵᠢᠯᠲᠡᠨ ᠨᠠᠷᠠ ᠠᠵᠢᠯᠯᠠᠭᠰᠠᠨ᠃ ᠡᠷᠡᢉᠦᠯ ᠮᠡᠨᠳᠦ ᠶ᠋ᠢᠨ ᠤᠷᠢᠳᠴᠢᠯᠠᠨ ᠰᠡᠷᢉᠡᠶᠢᠯᠡᢈᠦ ᠑᠒ ᠲᠥᠷᠦᠯ ᠦ᠋ᠨ ᠨᠠᠷᠢᠨ ᠮᠡᠷᢉᠡᠵᠢᠯ ᠦ᠋ᠨ ᠦᠵᠡᠯᢉᠡ ᠣᠨᠤᠰᠢᠯᠠᠭᠠᠨ ᠳ᠋ᠤ ᠨᠡᠶᠢᠲᠡ ᠗᠙᠓ ᠠᠵᠢᠯᠲᠠᠨ᠂ ᠠᠯᠪᠠ ᠬᠠᠭᠠᠭᠴᠢᠳ ᠢ᠋ ᠬᠠᠮᠤᠷᠤᠭᠤᠯᠵᠤ᠂ ᠲᠡᠷᠢᢉᠦᠯᠡᢈᠦ ᠴᠢᢉᠯᠡᠯ ᠦ᠋ᠨ ᠡᠪᠡᠳᠴᠢᠯᠡᠯ ᠢ᠋ ᠪᠠᠭᠤᠷᠠᠭᠤᠯᠬᠤ ᠤᠷᠲᠤ ᠪᠣᠯᠤᠨ ᠪᠣᠭᠤᠨᠢ ᠬᠤᠭᠤᠴᠠᠭᠠᠨ ᠤ᠋ ᠠᠷᠭᠠ ᢈᠡᠮᠵᠢᠶᠡ ᠶ᠋ᠢ ᠲᠤᠬᠠᠢ ᠪᠦᠷᠢ ᠳ᠋ᠦ ᠠᠪᠴᠤ ᢈᠡᠷᠡᢉᠵᠢᢉᠦᠯᠦᠯᠡ᠃